ᠲᠠ ᠰᠠᠢᠨ ᠮᠣᠷᠢᠯᠠᠪᠠ ᠤᠤ ? [ ᠳᠠᠩᠰᠠᠯᠠᠭᠤᠯᠬᠤ | ᠨᠡᠪᠲᠡᠷᠡᠨ ᠣᠷᠤᠬᠤtw

ᠰᠢᠨ᠎ᠡ ᠵᠠᠷ ᠨᠡᠢᠲᠡᠯᠡᠬᠦ

ᠡᠷᠬᠢᠮ ᠲᠠ ᠠᠭᠤᠷ ᠤᠴᠠᠭᠠᠷ ᠢ ᠡᠭᠦᠳᠡᠨ ᠳᠡᠭᠡᠷ᠎ᠡ ᠪᠠᠨ ᠬᠣᠷᠢᠭᠯᠠᠨ ᠵᠣᠭᠰᠤᠭᠠᠭᠠᠷᠠᠢ

| 内蒙古, 地区分类, 未分类 | 2016-07-11

ᠲᠠ ᠬᠠᠭᠤᠴᠢᠨ ᠴᠠᠭ ᠤᠨ ᠥᠷᠥᠨᠡᠳᠠᠬᠢᠨ ᠤ ᠨᠢᠭᠡᠨ ᠺᠢᠨᠣ᠋ ᠶᠢ ᠦᠵᠡᠵᠦ ᠪᠠᠢ᠌ᠭᠰᠠᠨ ᠤᠤ? ᠦᠬᠡᠷᠴᠢᠳ ᠨᠢᠭᠡᠨ ᠲᠠᠩᠭᠢᠮ ᠳ᠋ᠤ ᠣᠷᠤᠬᠤ ᠳ᠋ᠠᠭᠠᠨ ᠫᠤᠤ ᠵᠡᠪᠰᠡᠭ᠌ ᠢᠶᠡᠨ ᠨᠡᠩᠵᠢᠭᠦᠯᠦᠨ ᠬᠤᠷᠢᠶᠠᠯᠭᠠᠵᠤ ᠪᠠᠢ᠌ᠭᠰᠠᠨ ᠲᠡᠷᠡ ᠺᠢᠨᠣ᠋ ᠶᠢ ᠪᠢ ᠦᠵᠡᠵᠦ ᠪᠠᠢ᠌ᠭᠰᠠᠨ ᠶᠤᠮ᠃ ᠪᠢᠳᠡ ᠴᠦ ᠺᠢᠨᠣ᠋ ᠶᠢᠨ ᠦᠵᠡᠭᠳᠡᠯ ᠳᠡᠭᠡᠷᠡᠬᠢ ᠦᠬᠡᠷᠴᠢᠨ ᠨᠤᠭᠤᠳ ᠲᠠᠢ ᠡᠭᠡᠭᠡ ᠠᠳᠠᠯᠢᠬᠠᠨ ᠪᠠᠢ᠌ᠳᠠᠭ᠃ ᠶᠠᠮᠠᠷ ᠨᠢᠭᠡ ᠭᠠᠵᠠᠷ ᠲᠤ ᠣᠷᠤᠬᠤ ᠳ᠋ᠠᠭᠠᠨ ᠴᠦ ᠤᠷᠢᠳᠠᠪᠡᠷ ᠡᠭᠦᠳᠡᠨ ᠳᠡᠭᠡᠷ᠎ᠡ ᠨᠢ ᠠᠭᠤᠷ ᠬᠢᠯᠢᠩ ᠢᠶᠡᠨ ᠨᠠᠮᠳᠠᠭᠤᠯᠤᠭᠠᠳ ᠰᠠᠶᠢ᠋ ᠣᠷᠤᠬᠤ ᠬᠡᠷᠡᠭᠲᠡᠢ ᠶᠤᠮ ᠡᠰᠡ ᠲᠡᠭᠡᠪᠡᠯ ᠪᠢᠳᠡᠨ ᠤ ᠠᠭᠤᠷ ᠬᠢᠯᠢᠩ ᠶᠠᠭ ᠯᠠ ᠦᠬᠡᠷᠴᠢᠳ ᠤᠨ ᠲᠡᠷᠡ ᠫᠤᠤ ᠰᠢᠭ ᠪᠢᠳᠡᠨ ᠳ᠋ᠤ ᠬᠦᠨᠦᠭᠡᠯ ᠪᠣᠯᠬᠤᠢ᠌ᠴᠠ ᠦᠢᠯᠡᠳᠦᠯ ᠤᠨ ᠡᠮᠦᠨ᠎ᠡ ᠡᠴᠡ ᠭᠠᠯ ᠨᠡᠬᠡᠭᠡᠬᠦ ᠳ᠋ᠤ ᠬᠦᠷᠳᠡᠭ ᠶᠤᠮ᠃ ᠪᠢᠳᠡ ᠦᠷᠭᠦᠯᠵᠢ ᠠᠭᠤᠷ ᠬᠢᠯᠢᠩ ᠢᠶᠡᠷ ᠢᠶᠡᠨ ᠦᠪᠡᠷ ᠢ ᠪᠠᠨ ᠬᠠᠮᠠᠭᠠᠯᠠᠬᠤ ᠦᠢᠯᠡᠳᠦᠯ ᠪᠣᠯᠭᠠᠳᠠᠭ᠃ ᠲᠡᠢ᠌ᠮᠦ ᠡᠴᠡ ᠪᠢᠳᠡ ᠬᠠᠮᠢᠭ᠎ᠠ ᠣᠴᠢᠭᠰᠠᠨ ᠴᠦ ᠡᠭᠦᠳᠡᠨ ᠳᠡᠭᠡᠷ᠎ᠡ ᠨᠢ ᠠᠭᠤᠷ ᠬᠢᠯᠢᠩ ᠢᠶᠡᠨ ᠣᠷᠬᠢᠳᠠᠭ ᠪᠠᠢ᠌ᠬᠤ ᠪᠣᠯᠪᠠᠰᠤᠷᠠᠯ ᠢ ᠬᠢᠬᠦ ᠬᠡᠷᠡᠭᠲᠡᠢ ᠪᠠᠢ᠌ᠳᠠᠭ᠃ ᠵᠢᠱᠢᠶᠡᠯᠡᠪᠡᠯ:《 ᠵᠠ᠂ ᠥᠨᠥᠳᠥᠷ ᠪᠢ ᠬᠠᠮᠢᠭ᠎ᠠ ᠬᠠᠮᠢᠭ᠎ᠠ ᠶᠠᠪᠤᠬᠤ ᠪᠡᠷ ᠪᠣᠯᠤᠯ᠎ᠠ᠂ ᠲᠡᠨᠳᠡ ᠠᠭᠤᠷ ᠬᠢᠯᠢᠩ ᠠᠪᠴᠤ ᠣᠴᠢᠬᠤ ᠪᠢᠰᠢ᠂ ᠬᠠᠷᠢᠨ ᠬᠠᠢ᠌ᠷ᠎ᠠ᠂ ᠡᠨᠡᠷᠢᠯ᠂ ᠠᠭᠤᠴᠢᠯᠠᠯ ᠢ ᠠᠪᠴᠤ ᠣᠴᠢᠬᠤ ᠬᠡᠷᠡᠭᠲᠡᠢ》 ᠭᠡᠵᠦ ᠬᠡᠯᠡᠬᠦ ᠶᠢᠨ ᠳᠠᠭᠠᠤ ᠦᠨᠡᠬᠡᠷ ᠲᠡᠭᠡᠵᠦ ᠬᠢᠵᠦ ᠪᠠᠢ᠌ᠭᠠᠷᠠᠢ᠃

ᠬᠦᠮᠦᠨ ᠦᠪᠡᠷ ᠲᠠᠢ ᠪᠠᠨ ᠦᠷᠭᠦᠯᠵᠢ ᠶᠠᠷᠢᠬᠤ ᠨᠢ ᠶᠡᠬᠡ ᠲᠤᠰᠠᠲᠠᠢ ᠵᠦᠢᠯ ᠭᠡᠳᠡᠭ ᠢ ᠪᠢ ᠣᠯᠵᠤ ᠮᠡᠳᠡᠭ᠍ᠰᠡᠨ ᠶᠤᠮ᠃ ᠪᠢ ᠦᠪᠡᠷ ᠢ ᠪᠠᠨ ᠶᠠᠮᠠᠷ ᠨᠢᠭᠡ ᠤᠴᠢᠷ ᠢ ᠬᠢᠵᠦ ᠪᠣᠯᠬᠤ ᠡᠰᠡᠬᠦ ᠶᠢᠨ ᠲᠠᠯ᠎ᠠ ᠪᠡᠷ ᠶᠠᠷᠢᠵᠤ ᠪᠢᠰᠢᠷᠡᠬᠦᠯᠵᠦ ᠴᠢᠳᠠᠳᠠᠭ᠃ ᠪᠢ ᠦᠪᠡᠷᠲᠡᠭᠡᠨ ᠠᠭᠤᠷᠯᠠᠵᠤ ᠪᠣᠯᠬᠤ ᠡᠰᠡᠬᠦ ᠶᠢ ᠶᠠᠷᠢᠵᠤ ᠪᠠᠢ᠌ᠭᠠᠳ ᠪᠣᠯᠭᠠᠨ᠎ᠠ᠃ ᠪᠢ ᠦᠪᠡᠷ ᠢ ᠪᠠᠨ ᠬᠡᠯᠡᠵᠦ ᠪᠢᠰᠢᠷᠡᠭᠦᠯᠬᠦ ᠶᠢ ᠰᠤᠷᠤᠯᠴᠠᠬᠤ ᠳ᠋ᠤ ᠦᠪᠡᠷ ᠲᠡᠭᠡᠨ:《 ᠠᠭᠤᠷᠯᠠᠬᠤ ᠨᠢ ᠬᠠᠢ᠌ᠷᠠᠨ ᠴᠠᠭ ᠢᠶᠡᠨ ᠲᠠᠯᠠᠭᠠᠷ ᠪᠠᠷᠠᠳᠠᠭ᠂ ᠠᠭᠤᠷ ᠤᠴᠠᠭᠠᠷ ᠨᠢ ᠪᠣᠷᠬᠠᠨ ᠤ ᠲᠠᠭᠠᠯᠠᠯ ᠳ᠋ᠤ ᠨᠡᠢ᠌ᠴᠡᠬᠦ ᠦᠭᠡᠢ ᠵᠦᠢᠯ ᠶᠤᠮ᠂ ᠪᠢ ᠠᠭᠤᠷ ᠬᠢᠯᠢᠩ ᠢ ᠦᠪᠡᠷ ᠡᠴᠡ ᠪᠠᠨ ᠬᠣᠯᠠ ᠪᠠᠢ᠌ᠯᠭᠠᠬᠤ ᠲᠠᠨᠢᠯᠲᠠ ᠲᠠᠢ ᠪᠠᠢ᠌ᠪᠠᠯ ᠵᠣᠬᠢᠨ᠎ᠠ᠂ ᠪᠢ ᠦᠪᠡᠷᠲᠡᠭᠡᠨ ᠰᠠᠢ᠌ᠬᠠᠨ ᠬᠠᠨᠲᠤᠬᠤ ᠬᠡᠷᠡᠭᠲᠡᠢ᠂ ᠲᠡᠢ᠌ᠮᠦ ᠡᠴᠡ ᠪᠢ ᠠᠮᠤᠭᠤᠯᠠᠩ ᠢ ᠯᠠ ᠰᠤᠩᠭ᠋ᠤᠨ᠎ᠠ》 ᠭᠡᠵᠦ ᠦᠪᠡᠷ ᠢ ᠪᠠᠨ ᠬᠡᠯᠡᠵᠦ ᠪᠢᠰᠢᠷᠡᠭᠦᠯᠵᠦ ᠪᠢᠯᠡ᠃

ᠪᠢᠳᠡ ᠵᠠᠷᠢᠮ ᠳ᠋ᠠᠭᠠᠨ ᠵᠦᠪ ᠵᠦᠢᠯ ᠢ ᠬᠢᠬᠦ ᠳᠤᠷ᠎ᠠ ᠴᠦ ᠦᠭᠡᠢ ᠪᠠᠢ᠌ᠵᠤ ᠮᠠᠭᠠᠳ ᠦᠭᠡᠢ᠂ ᠭᠡᠪᠡᠴᠦ ᠪᠢᠳᠡ ᠪᠣᠷᠬᠠᠨ ᠤ ᠲᠠᠭᠠᠯᠠᠯ ᠤᠨ ᠲᠦᠯᠦᠭᠡ ᠬᠢᠵᠦ ᠪᠠᠢ᠌ᠭ᠎ᠠ ᠶᠤᠮ ᠤᠤ? ᠡᠰᠡᠭᠦᠯ᠎ᠡ ᠦᠪᠡᠷ ᠤᠨ ᠢᠶᠡᠨ ᠳᠤᠷ᠎ᠠ ᠪᠡᠷ ᠬᠢᠵᠦ ᠪᠠᠢ᠌ᠬᠤ ᠶᠤᠮ ᠤᠤ ? ᠭᠡᠬᠦ ᠬᠣᠶᠠᠷ ᠤᠨ ᠳᠤᠮᠳᠠ ᠪᠠᠢ᠌ᠳᠠᠭ ᠶᠤᠮ᠃ ᠬᠡᠷᠪᠡ ᠪᠢᠳᠡ ᠪᠤᠷᠬᠠᠨ ᠤ ᠲᠠᠭᠠᠯᠠᠯ ᠳ᠋ᠤ ᠨᠡᠢ᠌ᠴᠡᠭᠦᠯᠦᠨ ᠬᠢᠬᠦ ᠳ᠋ᠤ ᠬᠦᠷᠪᠡᠯ᠂ ᠦᠪᠡᠷ ᠤᠨ ᠢᠶᠡᠨ ᠰᠠᠨᠠᠭᠠᠨ ᠳ᠋ᠤ ᠨᠡᠢ᠌ᠴᠡᠬᠦ ᠦᠭᠡᠢ ᠵᠦᠢᠯ ᠢ ᠬᠢᠬᠦ ᠳ᠋ᠤ ᠬᠦᠷᠳᠡᠭ᠃ ᠲᠡᠭᠡᠭ᠍ᠰᠡᠨ ᠴᠦ ᠪᠢᠳᠡ ᠵᠦᠪᠬᠡᠨ ᠬᠠᠢ᠌ᠷ᠎ᠠ ᠰᠡᠳᠬᠢᠯᠭᠡ ᠳ᠋ᠡᠭᠡᠨ ᠪᠠᠷᠢᠭᠳᠠᠭᠠᠳ ᠯᠠ ᠪᠠᠢ᠌ᠬᠤ ᠪᠢᠰᠢ᠂ ᠪᠢᠳᠡ ᠪᠠᠰᠠ ᠤᠬᠠᠭᠠᠯᠢᠭ ᠪᠠᠢ᠌ᠵᠤ᠂ ᠬᠠᠮᠤᠭ ᠤᠨ ᠠᠰᠢᠭᠲᠠᠢ ᠪᠠᠢ᠌ᠬᠤ ᠵᠠᠷᠴᠢᠮ ᠢ ᠮᠦᠷᠳᠡᠭᠦᠰᠢᠲᠡᠢ ᠪᠠᠢ᠌ᠨ᠎ᠠ᠃раскрутка сайта стоимостьмормышка муравей

No Tags

489 total views, 1 今日

  

ᠵᠠᠷ ᠳᠡᠮᠵᠢᠯᠡᠭᠡ

《ᠡᠷᠬᠢᠮ ᠲᠠ ᠠᠭᠤᠷ ᠤᠴᠠᠭᠠᠷ ᠢ ᠡᠭᠦᠳᠡᠨ ᠳᠡᠭᠡᠷ᠎ᠡ ᠪᠠᠨ ᠬᠣᠷᠢᠭᠯᠠᠨ ᠵᠣᠭᠰᠤᠭᠠᠭᠠᠷᠠᠢ》  ᠳᠤ 4 ᠬᠡᠯᠡ ᠦᠯᠡᠳᠡᠭᠡᠭᠡᠳ ᠪᠠᠢᠨ᠎ᠠ

  1. malcid on 2016-07-10 @ 23:17

    ᠰᠠᠢᠨ ᠪᠠᠢᠨ᠎ᠠ

  2. malcid on 2016-07-10 @ 23:18

    ᠰᠠᠢᠨ ᠪᠠᠢᠨ᠎ᠠ ᠰᠢᠦ

ᠬᠡᠯᠡ ᠦᠯᠡᠳᠡᠭᠡᠬᠦ